沐月 - Sunshine Girl 24bit/192khz母带[FLAC-165MB]

admin 2025-07-31 07:26:40 9

作词 : Tulga Tulga

作曲 : Baldka Baldka

ᠣᠣᠷ ᠴᠠᠢᠵᠤ ᠨᠠᠷᠠ ᠮᠡᠨᠳᠤᠯ᠎ᠠ

ᠬᠥᠪᠰᠦᠭᠡᠷ ᠴᠠᠰᠤ ᠤᠨᠠᠯ᠎ᠠ

ᠪᠢ ᠴᠢᠨᠢ ᠴᠢᠮ᠎ᠡ ᠲᠡᠢ ᠪᠡᠨ

ᠵᠢᠷᠦᠭᠡ ᠵᠢᠷᠤᠵᠤ ᠲᠣᠭᠯᠠᠯ᠎ᠠ

ᠡᠪᠦᠯ ᠦᠨ ᠨᠠᠷᠠ ᠮᠠᠨᠳᠤᠯ᠎ᠠ ᠬᠠᠢᠷᠠᠲᠤ ᠮᠢᠨᠢ

ᠥᠷᠯᠥᠭᠡᠨ ᠦ ᠴᠡᠩᠭᠡ‍ ᠠᠭᠠᠷ ᠨᠡᠭᠡᠭᠡᠨ᠎ᠡ

ᠥᠷᠪᠦᠯᠵᠡᠬᠦ ᠬᠡᠷᠡᠭ ᠦᠭᠡᠢ ᠰᠡᠷᠡᠭᠡᠷᠡᠢ

ᠥᠭᠡᠳᠡᠰᠦᠭᠡᠨ ᠪᠢᠴᠢᠬᠠᠨ ᠲᠠᠷ᠎ᠡ ᠪᠡᠷ ᠢᠶᠡᠨ

ᠨᠠᠳᠠ ᠲᠠᠢ ᠪᠠᠨ ᠨᠠᠭᠠᠳᠤᠨ ᠲᠣᠭᠯᠠᠨ᠎ᠠ ᠲᠡᠷᠡ

ᠨᠠᠰᠤᠨ ᠲᠤᠷᠰᠢᠳᠠ ᠪᠠᠨ ᠯᠠ ᠪᠢ ᠴᠢᠨᠤ ᠡᠷ᠎ᠡ

ᠲᠤᠯᠠᠭᠠᠬᠠᠨ ᠭᠠᠳᠠᠭᠤᠷ ᠬᠤᠪᠴᠠᠰᠤ ᠲᠠᠢ

ᠳᠤᠷᠠᠯᠠᠨ᠎ᠠ ᠶᠠᠭ ᠴᠢᠮ᠎ᠠ ᠳ᠋ᠤ ᠪᠢ ᠲᠠᠢ

ᠡᠷᠬᠡ ᠶ᠋ᠢᠨ ᠪᠠᠯᠠᠢ ᠮᠠᠭᠤᠵᠢᠭᠠᠢ ᠮᠢᠨᠢ

ᠡᠮᠵᠡᠭᠡᠨ ᠠᠶᠤᠮᠠᠬᠠᠢ ᠲᠠᠤᠯᠠᠢ ᠮᠢᠨᠢ

ᠬᠥᠭ᠍ᠵᠢᠯᠲᠡᠢ ᠬᠥᠭᠡᠷᠦᠭᠦᠨ ᠱᠤᠯᠤᠮ ᠮᠢᠨᠢ

ᠬᠥᠪᠴᠢ ᠶ᠋ᠢᠨ ᠭᠠᠭᠴᠠ ᠰᠠᠢᠬᠠᠨ ᠬᠥᠩᠵᠦᠭᠡᠨ ᠮᠢᠨᠢ

ᠴᠢᠮ᠎ᠡ ᠲᠡᠢ ᠪᠠᠨ ᠴᠠᠰᠤᠨ ᠳᠡᠭᠡᠷ᠎ᠡ ᠴᠠᠨ᠎ᠠ ᠴᠢᠷᠭ᠎ᠠ ᠪᠠᠷ ᠭᠣᠯᠭᠣᠨ᠎ᠠ

ᠬᠠᠢᠷ᠎ᠠ ᠲᠡᠢ ᠪᠠᠨ ᠮᠥᠰᠦᠨ ᠳᠡᠭᠡᠷ᠎ᠡ ᠣᠷᠬᠢᠯᠤᠭᠤᠨᠲ᠋ᠡᠷᠠᠰᠤ ᠲᠤᠯᠭᠠᠨ᠎ᠠ

ᠴᠢ ᠮᠢᠨᠤ ᠴᠢᠭ᠍ᠴᠢᠭ᠍ᠬᠡᠨ ᠡᠩᠭᠦᠷᠡᠢᠬᠡᠨ ᠡᠯᠪᠡᠩᠬᠡᠨ

ᠪᠢ ᠴᠢᠨᠦᠤ ᠡᠮᠵᠡᠭ᠍ᠬᠡᠨ ᠡᠯᠳᠡᠪᠬᠡᠨ ᠢᠯᠰᠢᠭ᠍ᠬᠡᠨ

ᠬᠠᠢᠷ᠎ᠠ ᠲᠡᠲᠡᠮ᠎ᠠ ᠬᠣᠩᠭᠣᠷ ᠮᠢᠨᠢ ᠴᠢᠮ᠎ᠡ ᠳᠡᠭᠡᠷ᠎ᠡ

ᠴᠠᠰᠤ ᠪᠣᠯᠣᠨ ᠵᠢᠷᠦᠬᠡᠨ ᠳ᠋ᠤ ᠴᠢᠨᠢ ᠬᠠᠶᠠᠯᠠᠨ᠎ᠠ

ᠠᠩᠭᠢᠯᠤᠭᠤᠬᠠᠨ ᠰᠠᠢᠬᠠᠨ ᠪᠢᠯᠡ ᠴᠢ ᠮᠢᠨᠢ ᠮᠢᠨᠤ

ᠡᠭᠦᠷᠢᠳᠡ ᠶ᠋ᠢᠨ ᠭᠠᠭᠴᠠ ᠨᠡᠷᠡᠨ ᠬᠡᠢᠯ᠎ᠡ ᠴᠢ ᠮᠢᠨᠢ ᠮᠥᠰᠢᠶᠡ

ᠬᠠᠢᠷ᠎ᠠ ᠲᠡᠲᠡᠮ᠎ᠠ ᠬᠣᠩᠭᠣᠷ ᠮᠢᠨᠢ ᠴᠢᠮ᠎ᠡ ᠳᠡᠭᠡᠷ᠎ᠡ

ᠴᠠᠰᠤ ᠪᠣᠯᠣᠨ ᠵᠢᠷᠦᠬᠡᠨ ᠳ᠋ᠦ ᠴᠢᠨᠢ ᠬᠠᠶᠠᠯᠠᠨ᠎ᠠ

ᠠᠩᠭᠢᠯᠤᠭᠤᠬᠠᠨ ᠰᠠᠢᠬᠠᠨ ᠪᠢᠯᠡ ᠴᠢ ᠮᠢᠨᠢ ᠮᠢᠨᠤ

ᠡᠭᠦᠷᠢᠳᠡ ᠶ᠋ᠢᠨ ᠭᠠᠭ᠌ᠴᠡ ᠨᠡᠷᠡᠨ ᠬᠡᠢᠯ᠎ᠡ ᠴᠢ ᠮᠢᠨᠢ ᠮᠥᠰᠢᠶᠡ

ᠢᠲᠡᠭᠡᠯ ᠮᠢᠨᠢ ᠴᠢᠮ᠎ᠡ ᠳ᠋ᠦ ᠪᠠᠨ

ᠴᠢᠮ᠎ᠡ ᠦᠭᠡᠢ ᠪᠣᠯ ᠰᠦᠨᠡᠰᠦ ᠮᠢᠨᠢ ᠬᠡᠵᠢᠶ᠎ᠡ ᠴᠦ ᠣᠷᠣᠰᠢᠬᠤ ᠦᠭᠡᠢ

ᠴᠢᠮ᠎ᠡ ᠲᠠᠢ ᠪᠣᠯ ᠵᠢᠷᠦᠭᠡ ᠮᠢᠨᠢ ᠬᠡᠷᠬᠢᠪᠡᠴᠦ ᠵᠣᠭᠰᠣᠬᠤ ᠦᠭᠡᠢ

ᠴᠢᠮ᠎ᠡ ᠳ᠋ᠦ ᠯᠠ ᠭᠡᠵᠦ ᠥᠭ᠍ᠭᠦᠭ᠍ᠰᠡᠨ ᠰᠡᠳᠬᠢᠯ ᠤᠨᠲᠠᠷᠠᠰᠢ ᠦᠭᠡᠢ

ᠴᠢᠮ᠎ᠡ ᠲᠠᠢ ᠪᠢ ᠪᠠᠷᠢᠭ᠌ᠰᠠᠨ ᠪᠠᠢᠰᠢᠩ ᠨᠤᠷᠠᠰᠢ ᠦᠭᠡᠢ

ᠠᠩᠭᠢᠯᠤᠭᠤᠬᠠᠨ ᠴᠢᠨᠦᠬᠢ ᠪᠠᠨ ᠦᠨᠦᠷ ᠲᠤ ᠲᠠᠰᠤ ᠮᠠᠩᠰᠢᠭᠤᠷᠠᠨ᠎ᠠ

ᠠᠩᠭᠢᠯᠤᠭᠤᠨ ᠪᠠᠨ ᠪᠥᠬᠥᠨ ᠢᠶᠡᠨ ᠥᠭ᠍ᠴᠦ ᠡᠭᠦᠷᠢᠳᠡ ᠬᠠᠮᠲᠤ ᠵᠢᠷᠭᠠᠬᠤ ᠰᠠᠨ

ᠠᠮᠢᠰᠬᠤᠯ ᠤᠨ ᠡᠴᠦᠰ ᠢᠶᠡᠨ ᠭᠥᠷᠳᠡᠯ᠎ᠡ ᠵᠢᠷᠭᠠᠬᠤ ᠨᠠᠷᠠ ᠶ᠋ᠢ ᠬᠠᠷᠠᠬᠤ ᠰᠠᠨ

ᠠᠮᠠᠷᠠᠬᠠᠨ ᠴᠢᠮ᠎ᠡ ᠲᠠᠢ ᠪᠠᠨ ᠨᠢᠭᠡᠨ ᠨᠠᠰᠤ ᠪᠠᠷ ᠵᠢᠷᠭᠠᠬᠤ ᠰᠠᠨ

ᠡᠷᠬᠡ ᠶ᠋ᠢᠨ ᠪᠠᠯᠠᠢ ᠮᠠᠭᠤᠵᠢᠭᠠᠢ ᠮᠢᠨᠢ

ᠡᠮᠵᠡᠭ᠍ᠬᠡᠨ ᠠᠶᠤᠮᠠᠬᠠᠢ ᠲᠠᠤᠯᠠᠢ ᠮᠢᠨᠢ

ᠬᠥᠭ᠍ᠵᠢᠯᠲᠡᠢ ᠬᠥᠭᠡᠷᠦᠭᠦᠨ ᠱᠤᠯᠤᠮ ᠮᠢᠨᠢ

ᠬᠥᠪᠴᠢ ᠶ᠋ᠢᠨ ᠭᠠᠭᠴᠠ ᠰᠠᠢᠬᠠᠨ ᠬᠥᠭ᠍ᠵᠦᠭᠡᠨ ᠮᠢᠨᠢ

ᠴᠢᠮ᠎ᠡ ᠲᠡᠢ ᠪᠠᠨ ᠴᠠᠰᠤᠨ ᠳᠡᠭᠡᠷ᠎ᠡ ᠴᠠᠨ᠎ᠠ ᠴᠢᠷᠭ᠎ᠠ ᠪᠠᠷ ᠭᠣᠯᠭᠣᠨ᠎ᠠ

ᠬᠠᠢᠷ᠎ᠠ ᠲᠡᠢ ᠪᠠᠨ ᠮᠥᠰᠦᠨ ᠳᠡᠭᠡᠷ᠎ᠡ ᠣᠷᠬᠢᠯᠤᠭᠤᠨ ᠲᠡᠷᠡᠰᠤ ᠳᠤᠯᠭᠠᠨ᠎ᠠ

ᠴᠢ ᠮᠢᠨᠤ ᠴᠢᠭ᠍ᠴᠢᠭ᠍ᠬᠡᠨ ᠡᠩᠭᠦᠷᠡᠢᠬᠡᠨ ᠡᠯᠪᠡᠩᠬᠡᠨ

ᠪᠢ ᠴᠢᠨᠦ ᠡᠮᠵᠡᠭ᠍ᠬᠡᠨ ᠡᠯᠳᠡᠪᠬᠡᠨ ᠢᠯᠰᠢᠭ᠍ᠬᠡᠨ

ᠬᠠᠢᠷ᠎ᠠ ᠲᠡᠳᠡᠮ᠎ᠠ ᠬᠣᠩᠭᠣᠷ ᠮᠢᠨᠢ ᠴᠢᠮ᠎ᠠ ᠳᠡᠭᠡᠷ᠎ᠡ

ᠴᠠᠰᠤ ᠪᠣᠯᠣᠨ ᠵᠢᠷᠦᠬᠡᠨ ᠳ᠋ᠤ ᠴᠢᠨᠢ ᠬᠠᠶᠠᠯᠠᠨ᠎ᠠ

ᠠᠩᠭᠢᠯᠤᠭᠣᠬᠠᠨ ᠰᠠᠢᠬᠠᠨ ᠪᠢᠯᠡ ᠴᠢ ᠮᠢᠨᠢ ᠮᠢᠨᠤ

ᠡᠭᠦᠷᠢᠳᠡ ᠶ᠋ᠢᠨ ᠭᠠᠭᠴᠠ ᠨᠡᠷᠡᠨ ᠬᠡᠢᠯ᠎ᠡ ᠴᠢ ᠮᠢᠨᠢ ᠮᠥᠰᠢᠡ

ᠬᠠᠢᠷ᠎ᠠ ᠲᠡᠳᠡᠮ᠎ᠠ ᠬᠣᠩᠭᠣᠷ ᠮᠢᠨᠢ ᠴᠢᠮ᠎ᠡ ᠳᠡᠭᠡᠷ᠎ᠡ

ᠴᠠᠰᠤ ᠪᠣᠯᠣᠨ ᠵᠢᠷᠦᠬᠡᠨ ᠳ᠋ᠤ ᠴᠢᠨᠢ ᠬᠠᠶᠠᠯᠠᠨ᠎ᠠ

ᠠᠩᠭᠢᠯᠤᠭᠤᠬᠠᠨ ᠰᠠᠢᠬᠠᠨ ᠪᠢᠯᠡ ᠴᠢ ᠮᠢᠨᠢ ᠮᠢᠨᠤ

ᠡᠭᠦᠷᠢᠳᠡ ᠶ᠋ᠢᠨ ᠭᠠᠭᠴᠠ ᠨᠡᠷᠡᠨ ᠬᠡᠢᠯ᠎ᠡ ᠴᠢ ᠮᠢᠨᠢ ᠮᠦᠦ᠋ᠰᠢᠶᠡ

ᠢᠲᠡᠭᠡᠯ ᠮᠢᠨᠢ ᠴᠢᠮ᠎ᠡ ᠳ᠋ᠦ ᠪᠠᠨ

ᠣᠣᠷ ᠴᠠᠢᠵᠤ ᠨᠠᠷᠠ ᠮᠡᠨᠳᠤᠯ᠎ᠠ

ᠬᠥᠪᠰᠦᠭᠡᠷ ᠴᠠᠰᠤ ᠤᠨᠠᠯ᠎ᠠ

ᠪᠢ ᠴᠢᠨᠢ ᠴᠢᠮ᠎ᠡ ᠲᠡᠢ ᠪᠡᠨ

ᠵᠢᠷᠦᠭᠡ ᠵᠢᠷᠤᠵᠤ ᠲᠣᠭᠯᠠᠯ᠎ᠠ

ᠪᠢ ᠴᠢᠮ᠎ᠡ ᠡᠴᠡ ᠡᠭᠦᠨ ᠢ ᠬᠦᠰᠡᠭᠡᠳ ᠯᠠ

ᠵᠢᠷᠦᠬᠡᠨ ᠳ᠋ᠦ ᠪᠡᠨ ᠡᠭᠦᠷᠢᠲᠡ ᠶ᠋ᠢᠨ ᠦᠨᠦᠰᠦᠭᠡᠳ ᠯᠠ

ᠵᠡᠭᠦᠷᠮᠡᠭ᠍ᠯᠡᠵᠦ ᠵᠡᠭᠦᠳᠦᠯᠡᠵᠦ ᠰᠡᠷᠡᠭ᠍ᠰᠡᠨ

‍ᠩ ᠪᠢᠯᠢᠭ ᠢᠶᠡᠷ ᠴᠢ ᠮᠢᠨᠢ ᠢᠷᠡᠭ᠍ᠰᠡᠨ

ᠰᠡᠳᠬᠢᠯ ᠳ᠋ᠦ ᠪᠠᠨ ᠰᠡᠯᠢᠭᠦᠷᠳᠡᠵᠦ ᠲᠡᠯᠡᠢ ᠳ᠋ᠦ ᠵᠠᠪᠢ ᠭᠠᠷᠭᠠᠭᠰᠠᠨ

ᠢᠳᠡᠭᠡᠯ ᠳ᠋ᠦ ᠪᠠᠨ ᠴᠢᠮᠠᠢ ᠪᠠᠨ ᠬᠠᠷᠠᠮᠨᠠᠵᠤ ᠬᠠᠢᠷᠠᠯᠠᠭᠰᠠᠨ

ᠵᠠᠩ ᠦᠳ ᠢᠶᠡᠨ ᠲᠠᠲᠠᠵᠤ ᠴᠢᠮ᠎ᠡ ᠣᠷᠤᠭᠤ ᠪᠠᠨ ᠶᠠᠭᠠᠷᠠᠨ᠎ᠠ

ᠡᠶᠠᠭᠠᠨ ᠤ ᠬᠠᠨᠢ ᠮᠢᠨᠢ ᠴᠢ ᠵᠠᠮ ᠤᠨ ᠭᠣᠣᠯ ᠳ᠋ᠤ ᠳᠠᠭᠠᠷᠠᠨ᠎ᠠ

ᠬᠠᠢᠷ᠎ᠠ ᠲᠡᠳᠡᠮ᠎ᠡ ᠬᠣᠩᠭᠣᠷ ᠮᠢᠨᠢ ᠴᠢᠮ᠎ᠡ ᠳᠡᠭᠡᠷ᠎ᠡ

ᠴᠠᠰᠤ ᠪᠣᠯᠣᠨ ᠵᠢᠷᠦᠬᠡᠨ ᠳ᠋ᠤ ᠴᠢᠨᠢ ᠬᠠᠶᠠᠯᠠᠨ᠎ᠠ

ᠠᠩᠭᠢᠯᠤᠭᠤᠬᠠᠨ ᠰᠠᠢᠬᠠᠨ ᠪᠢᠯᠡ ᠴᠢ ᠮᠢᠨᠢ ᠮᠢᠨᠤ

ᠡᠭᠦᠷᠢᠳᠡ ᠶ᠋ᠢᠨ ᠭᠠᠭᠴᠠ ᠨᠡᠷᠡᠨ ᠬᠡᠢᠯ᠎ᠡ ᠴᠢ ᠮᠢᠨᠢ ᠮᠥᠰᠢᠶᠡ

ᠬᠠᠢᠷ᠎ᠠ ᠲᠡᠲᠡᠮ᠎ᠠ ᠬᠣᠩᠭᠣᠷ ᠮᠢᠨᠢ ᠴᠢᠮ᠎ᠡ ᠳᠡᠭᠡᠷ᠎ᠡ

ᠴᠠᠰᠤ ᠪᠣᠯᠣᠨ ᠵᠢᠷᠦᠬᠡᠨ ᠳ᠋ᠤ ᠴᠢᠨᠢ ᠬᠠᠶᠠᠯᠠᠨ᠎ᠠ

ᠠᠩᠭᠢᠯᠤᠭᠤᠬᠠᠨ ᠰᠠᠢᠬᠠᠨ ᠪᠢᠯᠡ ᠴᠢ ᠮᠢᠨᠢ ᠮᠢᠨᠤ

ᠡᠭᠦᠷᠢᠳᠡ ᠶ᠋ᠢᠨ ᠭᠠᠭᠴᠠ ᠨᠡᠷᠡᠨ ᠬᠡᠢᠯ᠎ᠡ ᠴᠢ ᠮᠢᠨᠢ ᠮᠦᠦ᠋ᠰᠢᠶᠡ

ᠢᠲᠡᠭᠡᠯ ᠮᠢᠨᠢ ᠴᠢᠮ᠎ᠡ ᠳ᠋ᠦ ᠪᠡᠨ

下载链接    
百度网盘链接
点击下载(百度网盘)
提取码:2h1u
⚠️ 反诈提示:请勿点击不明链接,谨防诈骗!
© 2025 资源提供方声明:本站资源索引与互联网,本站不存储任何资源,版权归原作者,禁止用于非法用途。
最新回复 (0)
全部楼主

您可以在 登录 or 注册 后,对此帖发表评论!

返回
发新帖