作词 : Baldorj B.
作曲 : Mungunshagai A.
ᠠᠷᠢᠭᠤᠬᠠᠨ ᠬᠡᠪᠡᠯᠢ ᠳᠡᠭᠡᠨ ᠠᠷᠪᠠᠨ ᠰᠠᠷ᠎ᠠ ᠲᠡᠭᠡᠭᠡᠵᠦ
ᠠᠷᠤᠭ ᠡᠭᠦᠷᠴᠦ ᠭᠠᠯ ᠢᠶᠠᠨ ᠲᠦᠯᠡᠭᠰᠡᠭᠡᠷ
ᠠᠮᠢᠳᠤᠷᠠᠯ ᠬᠡᠮᠡᠬᠦ ᠶᠡᠬᠡ ᠲᠡᠯᠡᠢ ᠳᠤ ᠠᠪᠴᠢᠷᠠᠭᠰᠠᠨ
ᠠᠴᠢᠲᠤ ᠡᠵᠢ ᠶᠢ ᠪᠠᠨ ᠪᠢᠲᠡᠭᠡᠢ ᠭᠣᠮᠣᠳᠠᠭᠠᠷᠠᠢ
ᠦᠷ᠎ᠡ ᠲᠠᠢ ᠬᠥᠮᠦᠨ ᠤ ᠵᠢᠷᠭᠠᠯ ᠢ ᠡᠳᠦᠷ ᠪᠣᠯᠭᠠᠨ ᠮᠡᠳᠡᠷᠡᠭᠦᠯᠵᠦ
ᠦᠭᠡᠰ ᠤᠨ ᠰᠠᠢᠬᠠᠨ ᠢ ᠡᠳᠦᠷ ᠪᠣᠯᠭᠠᠨ ᠬᠡᠯᠡᠮᠡᠷ
ᠡᠵᠢ ᠶᠢ ᠪᠠᠨ ᠬᠠᠢᠷᠠᠯᠠᠵᠤ ᠶᠠᠪᠤᠬᠤ ᠳᠤ ᠪᠢ ᠠᠯᠵᠠᠬᠤ ᠥᠬᠡᠢ ᠠ᠋
ᠡᠵᠢ ᠮᠢᠨᠢ ᠲᠠ ᠨᠠᠳᠠ ᠳᠠᠭᠠᠨ ᠰᠢᠲᠦᠭᠡᠨ ᠪᠢᠯᠡ
ᠠᠯᠠᠭ ᠦᠷ᠎ᠡ ᠪᠣᠯᠵᠣ ᠮᠠᠨᠳᠤᠯᠠᠨ ᠲᠥᠷᠥᠭᠡᠳ
ᠠᠮᠢᠳᠤᠷᠠᠯ ᠳᠤ ᠨᠢ ᠪᠠᠶᠠᠷ ᠪᠠᠶᠠᠰᠤᠯ ᠢ ᠮᠡᠳᠡᠷᠡᠭᠦᠯᠵᠦ
ᠨᠠᠷᠠᠲᠤ ᠬᠣᠷᠸ᠎ᠠ ᠳᠤ ᠭᠠᠭᠴᠠ ᠵᠠᠶᠠᠭᠠᠬᠤ ᠡᠵᠢ ᠶᠢ ᠪᠠᠨ
ᠨᠠᠰᠤᠨ ᠲᠤᠷᠰᠢᠳᠠ ᠨᠢ ᠪᠠᠶᠠᠷᠯᠠᠭᠤᠯᠵᠤ ᠶᠠᠪᠤᠭᠠᠷᠠᠢ
ᠦᠷ᠎ᠡ ᠲᠠᠢ ᠬᠥᠮᠦᠨ ᠤ ᠵᠢᠷᠭᠠᠯ ᠢ ᠡᠳᠦᠷ ᠪᠣᠯᠭᠠᠨ ᠮᠡᠳᠡᠷᠡᠭᠦᠯᠵᠦ
ᠦᠭᠡᠰ ᠤᠨ ᠰᠠᠢᠬᠠᠨ ᠢ ᠡᠳᠦᠷ ᠪᠣᠯᠭᠠᠨ ᠬᠡᠯᠡᠮᠡᠷ
ᠡᠵᠢ ᠶᠢ ᠪᠠᠨ ᠬᠠᠢᠷᠠᠯᠠᠵᠤ ᠶᠠᠪᠤᠬᠤ ᠳᠤ ᠪᠢ ᠠᠯᠵᠠᠬᠤ ᠥᠬᠡᠢ ᠠ᠋
ᠡᠵᠢ ᠮᠢᠨᠢ ᠲᠠ ᠨᠠᠳᠠ ᠳᠠᠭᠠᠨ ᠰᠢᠲᠦᠭᠡᠨ ᠪᠢᠯᠡ
ᠡᠩᠬᠦᠷᠡᠢᠯᠡᠬᠦ ᠬᠠᠢᠷ᠎ᠠ ᠶᠢ ᠨᠢ ᠳᠠᠭᠠᠭᠠᠵᠤ ᠶᠠᠪᠤᠭᠠᠷᠠᠢ
ᠡᠵᠢ ᠶᠢ ᠪᠠᠨ ᠭᠣᠮᠣᠳᠠᠭᠠᠬᠤ ᠣᠴᠢᠷ ᠥᠬᠡᠢ
ᠡᠵᠢ ᠶᠢ ᠪᠠᠨ ᠪᠢ ᠭᠣᠮᠣᠳᠠᠭᠠᠬᠤ ᠣᠴᠢᠷ ᠥᠬᠡᠢ ᠠ᠋
ᠦᠷ᠎ᠡ ᠲᠠᠢ ᠬᠥᠮᠦᠨ ᠤ ᠵᠢᠷᠭᠠᠯ ᠢ ᠡᠳᠦᠷ ᠪᠣᠯᠭᠠᠨ ᠮᠡᠳᠡᠷᠡᠭᠦᠯᠵᠦ
ᠦᠭᠡᠰ ᠤᠨ ᠰᠠᠢᠬᠠᠨ ᠢ ᠡᠳᠦᠷ ᠪᠣᠯᠭᠠᠨ ᠬᠡᠯᠡᠮᠡᠷ
ᠡᠵᠢ ᠶᠢ ᠪᠠᠨ ᠬᠠᠢᠷᠠᠯᠠᠵᠤ ᠶᠠᠪᠤᠬᠤ ᠳᠤ ᠪᠢ ᠠᠯᠵᠠᠬᠤ ᠥᠬᠡᠢ ᠠ᠋
ᠡᠵᠢ ᠮᠢᠨᠢ ᠲᠠ ᠨᠠᠳᠠ ᠳᠠᠭᠠᠨ ᠰᠢᠲᠦᠭᠡᠨ ᠪᠢᠯᠡ
ᠦᠷ᠎ᠡ ᠲᠠᠢ ᠬᠥᠮᠦᠨ ᠤ ᠵᠢᠷᠭᠠᠯ ᠢ ᠡᠳᠦᠷ ᠪᠣᠯᠭᠠᠨ ᠮᠡᠳᠡᠷᠡᠭᠦᠯᠵᠦ
ᠦᠭᠡᠰ ᠤᠨ ᠰᠠᠢᠬᠠᠨ ᠢ ᠡᠳᠦᠷ ᠪᠣᠯᠭᠠᠨ ᠬᠡᠯᠡᠮᠡᠷ
ᠡᠵᠢ ᠶᠢ ᠪᠠᠨ ᠬᠠᠢᠷᠠᠯᠠᠵᠤ ᠶᠠᠪᠤᠬᠤ ᠳᠤ ᠪᠢ ᠠᠯᠵᠠᠬᠤ ᠥᠬᠡᠢ ᠠ᠋
ᠡᠵᠢ ᠮᠢᠨᠢ ᠲᠠ ᠨᠠᠳᠠ ᠳᠠᠭᠠᠨ ᠰᠢᠲᠦᠭᠡᠨ ᠪᠢᠯᠡ
© 2025 资源提供方声明:本站资源索引与互联网,本站不存储任何资源,版权归原作者,禁止用于非法用途。